ᠲᠦᠮᠡᠳ ᠵᠡᠭᠦᠨ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ᠄ ᠲᠠᠷᠢᠮᠠᠯ ᠤᠨ ᠦᠢᠯᠡᠰ ᠤᠨ ᠪᠦᠲᠦᠴᠡ ᠶᠢᠨ ᠲᠣᠬᠢᠷᠠᠭᠤᠯᠤᠯᠲᠠ ᠶᠢ ᠰᠢᠯᠢᠳᠡᠭᠵᠢᠭᠦᠯᠵᠦ ᠭᠤᠣᠯ ᠰᠡᠳᠦᠪᠲᠦ ᠰᠤᠷᠭᠠᠨ ᠬᠥᠮᠦᠵᠢᠯ ᠢ ᠭᠦᠨᠵᠡᠭᠡᠶᠢᠷᠡᠭᠦᠯᠦᠨ ᠪᠣᠳᠠᠲᠠᠶᠢᠵᠢᠭᠤᠯᠬᠤ ᠶᠢ ᠠᠬᠢᠭᠤᠯᠤᠨ᠎ᠠ
ᠨᠡᠶᠢᠲᠡᠯᠡᠭᠰᠡᠨ ᠴᠠᠭ᠄
2023/11/6
ᠬᠤᠶᠠᠳᠤᠭᠠᠷ ᠪᠦᠯᠦᠭ ᠤᠨ ᠭᠤᠣᠯ ᠰᠡᠳᠦᠪᠲᠦ ᠬᠥᠮᠦᠵᠢᠯ ᠢ ᠥᠷᠨᠢᠭᠦᠯᠦᠭᠰᠡᠨ ᠠᠴᠠ ᠨᠠᠰᠢ᠂ ᠲᠦᠮᠡᠳ ᠵᠡᠭᠦᠨ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ︽ᠦᠵᠡᠯ ᠰᠠᠨᠠᠭ᠎ᠠ ᠶᠢ ᠰᠤᠷᠤᠯᠴᠠᠵᠤ᠂ ᠨᠠᠮᠴᠢ ᠴᠢᠨᠠᠷ ᠢ ᠴᠢᠩᠭᠠᠳᠬᠠᠨ᠂ ᠦᠢᠯᠡᠳᠦᠯᠭᠡ ᠶᠢ ᠴᠢᠬᠤᠯᠠᠴᠢᠯᠠᠵᠤ᠂ ᠰᠢᠨ᠎ᠡ ᠭᠠᠪᠢᠶ᠎ᠠ ᠪᠠᠶᠢᠭᠤᠯᠬᠤ︾ ᠶᠡᠷᠦᠩᠬᠡᠢ ᠱᠠᠭᠠᠷᠳᠠᠯᠭ᠎ᠠ ᠶᠢ ᠪᠠᠲᠤ ᠡᠵᠡᠮᠰᠢᠵᠦ᠂ ᠪᠣᠳᠠᠲᠠᠢ ᠱᠠᠭᠠᠷᠳᠠᠯᠭ᠎ᠠ ᠪᠠᠷ ᠪᠦᠬᠦ ᠶᠠᠪᠤᠴᠠ ᠳᠤ ᠲᠤᠤᠱᠯᠠᠭᠤᠯᠵᠤ᠂ ᠬᠥᠳᠡᠭᠡ ᠠᠵᠤ ᠠᠬᠤᠢ ᠶᠢᠨ ᠴᠢᠨᠠᠷ ᠰᠠᠶᠢᠲᠠᠢ ᠬᠥᠭᠵᠢᠯᠲᠡ ᠶᠢᠨ ᠬᠠᠷᠠᠯᠲᠠ ᠶᠢ ᠴᠢᠩᠭ᠎ᠠ ᠲᠣᠭᠲᠠᠭᠠᠵᠤ᠂ ᠲᠤᠰ ᠭᠠᠵᠠᠷ ᠣᠷᠣᠨ ᠤ ᠪᠠᠨ ᠬᠥᠳᠡᠭᠡ ᠠᠵᠤ ᠠᠬᠤᠢ ᠶᠢᠨ ᠪᠣᠳᠠᠲᠤ ᠪᠠᠶᠢᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂ ᠠᠷᠭ᠎ᠠ ᠬᠡᠮᠵᠢᠶ᠎ᠡ ᠶᠢ ᠰᠦᠪᠡᠭᠴᠢᠯᠡᠵᠦ᠂ ᠠᠵᠢᠯ ᠢᠶᠠᠨ ᠪᠠᠶᠢᠷᠢᠯᠠᠭᠤᠯᠵᠤ᠂ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ ᠣᠨᠴᠠᠯᠢᠭᠲᠤ ᠬᠥᠳᠡᠭᠡ ᠠᠵᠤ ᠠᠬᠤᠢ ᠶᠢ ᠬᠥᠭᠵᠢᠭᠦᠯᠵᠦ᠂ ᠲᠠᠷᠢᠮᠠᠯ ᠤᠨ ᠦᠢᠯᠡᠰ ᠤᠨ ᠪᠦᠲᠦᠴᠡ ᠶᠢᠨ ᠲᠣᠬᠢᠷᠠᠭᠤᠯᠤᠯᠲᠠ ᠶᠢ ᠲᠠᠰᠤᠷᠠᠯᠳᠡ ᠦᠭᠡᠢ ᠰᠢᠯᠢᠳᠡᠭᠵᠢᠭᠦᠯᠵᠦ᠂ ᠭᠤᠣᠯ ᠰᠡᠳᠦᠪᠲᠦ ᠰᠤᠷᠭᠠᠨ ᠬᠥᠮᠦᠵᠢᠯ ᠤᠨ ᠦᠷ᠎ᠡ ᠪᠦᠲᠦᠭᠡᠯ ᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠦᠬᠦ ᠲᠠᠯ᠎ᠠ ᠪᠠᠷ ᠠᠬᠢᠭᠤᠯᠬᠤ ᠪᠣᠳᠠᠲᠤ ᠦᠷ᠎ᠡ ᠪᠦᠲᠦᠮᠵᠢ ᠪᠣᠯᠭᠠᠨ ᠬᠤᠪᠢᠷᠠᠭᠤᠯᠬᠤ ᠬᠡᠷᠡᠭᠲᠡᠢ᠃     ᠲᠦᠮᠡᠳ ᠵᠡᠭᠦᠨ ᠬᠤᠰᠢᠭᠤᠨ ᠤ ᠪᠢᠴᠢᠭᠡᠴᠢ ᠪᠠᠯᠭᠠᠰᠤᠨ ᠤ ᠬᠤᠷᠭ᠍ᠸ ᠲᠣᠰᠬᠤᠨ ᠤ ᠰᠢᠬᠢᠷ ᠯᠤᠤᠪᠠᠩ ᠤᠨ ᠵᠢᠱᠢᠶ᠎ᠡ ᠦᠵᠡᠭᠦᠯᠬᠦ ᠰᠠᠭᠤᠷᠢᠨ ᠤ ᠲᠡᠭᠦᠵᠦ ᠬᠤᠷᠢᠶᠠᠬᠤ ᠲᠤᠬᠠᠢ ᠶᠢᠨ ᠲᠠᠯᠠᠪᠠᠢ ᠳᠤ᠂ ᠲᠣᠮᠣ ᠬᠡᠯᠪᠡᠷᠢ ᠶᠢᠨ ᠮᠠᠰᠢᠨ ᠮᠧᠬᠠᠨᠢᠭ ᠪᠣᠯᠣᠨ ᠠᠵᠢᠯᠴᠢᠳ ᠬᠠᠮᠵᠢᠯᠴᠠᠨ ᠬᠤᠷᠢᠶᠠᠯᠴᠠᠵᠤ᠂ ᠬᠥᠮᠥᠰ ᠢ ᠪᠠᠶᠠᠷᠯᠠᠭᠤᠯᠤᠮ᠎ᠠ ᠡᠯᠪᠡᠭ ᠬᠤᠷᠢᠶᠠᠯᠲᠠ ᠶᠢᠨ ᠬᠠᠭᠤᠳᠠᠰᠤ ᠶᠢ ᠵᠢᠷᠤᠭᠯᠠᠵᠠᠢ᠃     ᠡᠨᠡ ᠵᠢᠯ ᠠᠴᠠ ᠨᠠᠰᠢ᠂ ᠲᠦᠮᠡᠳ ᠵᠡᠭᠦᠨ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠲᠠᠷᠢᠮᠠᠯ ᠤᠨ ᠦᠢᠯᠡᠰ ᠤᠨ ᠪᠦᠲᠦᠴᠡ ᠶᠢᠨ ᠲᠣᠬᠢᠷᠠᠭᠤᠯᠤᠯᠲᠠ  ᠶᠢ ᠰᠢᠯᠢᠳᠡᠭᠵᠢᠭᠦᠯᠬᠦ ᠪᠠᠷ ᠭᠤᠣᠯ ᠰᠢᠵᠢᠮ ᠪᠣᠯᠭᠠᠵᠤ᠂ ︽ᠠᠵᠤ ᠠᠬᠤᠶᠢᠯᠠᠯ + ᠰᠠᠭᠤᠷᠢᠨ ᠭᠠᠵᠠᠷ + ᠲᠠᠷᠢᠶᠠᠴᠢᠨ ᠡᠷᠦᠬᠡ︾ ᠶᠢᠨ ᠠᠵᠤ ᠦᠢᠯᠡᠰ ᠤᠨ ᠬᠤᠯᠪᠣᠭᠠᠯᠠᠯ ᠤᠨ ᠵᠠᠭᠪᠤᠷ ᠢ ᠢᠳᠡᠪᠬᠢᠲᠡᠢ ᠬᠡᠷᠡᠭᠯᠡᠨ᠂ ᠠᠵᠤ ᠠᠬᠤᠶᠢᠯᠠᠯ ᠪᠣᠯᠣᠨ ᠲᠣᠰᠬᠤᠨ ᠤ ᠠᠷᠠᠳ ᠢ ᠪᠦᠯᠬᠦᠮᠳᠡᠭᠦᠯᠦᠨ ᠬᠥᠭᠵᠢᠭᠦᠯᠵᠦ᠂ ᠬᠡᠪᠴᠢᠶᠡᠵᠢᠭᠦᠯᠦᠨ ᠡᠵᠡᠩᠨᠡᠭᠦᠯᠵᠦ᠂ ᠲᠦᠮᠡᠳ ᠵᠡᠭᠦᠨ ᠬᠤᠰᠢᠭᠤᠨ ᠤ ᠲᠣᠯᠣᠭᠠᠶᠢᠯᠠᠭᠴᠢ ᠠᠵᠤ ᠠᠬᠤᠶᠢᠯᠠᠯ ᠳᠤ ᠲᠦᠰᠢᠭᠯᠡᠨ᠂ ᠰᠢᠬᠢᠷ ᠯᠤᠤᠪᠠᠩ ᠤᠨ ᠵᠠᠬᠢᠶᠠᠯᠠᠭ᠎ᠠ ᠶᠢᠨ ᠲᠠᠷᠢᠶᠠᠯᠠᠩ ᠤᠨ ᠳᠠᠪᠠᠭᠤᠯᠢᠭ ᠢ ᠪᠠᠳᠠᠷᠠᠭᠤᠯᠵᠤ᠂ ᠵᠠᠬ᠎ᠠ ᠳᠡᠯᠭᠡᠭᠦᠷ ᠤᠨ ᠲᠦᠭᠰᠢᠭᠦᠷᠢ ᠶᠢ ᠡᠰᠡᠷᠭᠦᠴᠡᠨ ᠪᠠᠭᠤᠷᠠᠭᠤᠯᠵᠤ᠂ ᠵᠢᠯ ᠤᠨ ᠡᠬᠢᠨ ᠳᠤ ᠬᠤᠳᠠᠯᠳᠤᠨ ᠠᠪᠬᠤ ᠦᠨ᠎ᠡ ᠶᠢ ᠵᠠᠬ᠎ᠠ ᠳᠡᠯᠭᠡᠭᠦᠷ ᠢ ᠳᠠᠭᠠᠵᠤ ᠦᠨ᠎ᠡ ᠬᠤᠪᠢᠷᠠᠭᠤᠯᠬᠤ ᠦᠭᠡᠢ ᠪᠠᠶᠢᠵᠤ᠂ ᠰᠢᠬᠢᠷ ᠯᠤᠤᠪᠠᠩ ᠤᠨ ᠲᠠᠷᠢᠮᠠᠯ ᠤᠨ ᠡᠷᠦᠬᠡ ᠳᠤ ︽ᠰᠠᠨᠠᠭ᠎ᠠ ᠠᠮᠤᠷ︾ ᠪᠣᠯᠭᠠᠪᠠ᠃ ᠲᠣᠰ ᠵᠢᠱᠢᠶ᠎ᠡ ᠦᠵᠡᠭᠦᠯᠬᠦ ᠣᠷᠣᠨ ᠢ ᠬᠠᠷᠢᠭᠤᠴᠠᠵᠤ ᠪᠠᠶᠢᠭ᠎ᠠ ᠬᠥᠬᠡᠬᠤᠲᠠ ᠶᠢᠨ ᠰᠢᠨ ᠲᠠᠢ ᠹᠧᠩ ᠲᠠᠷᠢᠶᠠᠯᠠᠩ ᠤᠨ ᠺᠣᠮᠫᠠᠨᠢ ᠶᠢᠨ ᠬᠤᠯᠪᠣᠭᠳᠠᠯ ᠪᠦᠬᠦᠢ ᠬᠠᠷᠢᠭᠤᠴᠠᠯᠭᠠᠲᠠᠨ ᠢᠯᠡᠷᠬᠡᠶᠢᠯᠡᠬᠦ ᠳᠡᠭᠡᠨ᠂ ᠡᠨᠡ ᠵᠢᠯ ᠤᠨ ᠰᠢᠬᠢᠷ ᠯᠤᠤᠪᠠᠩ ᠳᠠᠷᠢᠬᠤ ᠶᠡᠷᠦᠩᠬᠡᠢ ᠬᠡᠪᠴᠢᠶ᠎ᠡ ᠨᠢ ᠬᠤᠶᠠᠷ ᠲᠦᠮᠡ ᠭᠠᠷᠤᠢ ᠮᠦ ᠪᠠᠶᠢᠵᠤ᠂ ᠲᠠᠷᠢᠶᠠᠴᠢᠳ ᠲᠤ ᠲᠠᠷᠢᠶᠠᠯᠠᠵᠤ ᠬᠤᠷᠢᠶᠠᠬᠤ ᠶᠢ ᠬᠠᠮᠢᠶᠠᠷᠬᠤ᠂ ᠲᠠᠷᠢᠶᠠᠨ ᠳᠤ ᠪᠣᠷᠳᠣᠭᠤᠷ ᠳᠠᠷᠢᠬᠤ᠂ ᠪᠣᠷᠣᠯᠠᠭᠤᠯᠬᠤ ᠪᠥᠬᠦ ᠲᠠᠯ᠎ᠠ ᠶᠢᠨ ᠦᠢᠯᠡᠴᠢᠯᠡᠭᠡ ᠬᠠᠩᠭᠠᠵᠤ᠂ ᠥᠪᠡᠷ ᠤᠨ ᠥᠷᠲᠡᠭ ᠢ ᠠᠷᠪᠢᠯᠠᠭᠰᠠᠨ ᠢᠶᠠᠷ ᠪᠠᠷᠠᠬᠤ ᠦᠭᠡᠢ ᠦᠷ᠎ᠡ ᠠᠰᠢᠭ ᠢ ᠴᠤ ᠳᠡᠭᠡᠭᠰᠢᠯᠡᠭᠦᠯᠦᠭᠰᠡᠨ ᠪᠠᠶᠢᠨ᠎ᠠ ᠭᠡᠵᠡᠢ᠃ ᠰᠢᠬᠢᠷ ᠯᠤᠤᠪᠠᠩ ᠤᠨ ᠲᠠᠷᠢᠶᠠᠨ ᠤ ᠮᠦ ᠪᠦᠷᠢ ᠶᠢᠨ ᠳᠤᠮᠳᠠᠴᠢ ᠤᠨᠠᠯᠲᠠ ᠨᠢ 5 ᠲᠣᠨ ᠭᠠᠷᠤᠢ ᠳᠤ ᠬᠦᠷᠴᠦ᠂ ᠲᠠᠷᠢᠶᠠᠴᠢᠳ ᠤᠨ ᠮᠦ  ᠪᠦᠷᠢ ᠶᠢᠨ ᠣᠷᠣᠯᠭ᠎ᠠ ᠨᠢ 1000 ᠭᠠᠷᠤᠢ ᠲᠥᠭᠦᠷᠢᠭ ᠲᠤ ᠬᠦᠷᠬᠦ ᠶᠢᠨ ᠬᠠᠮᠲᠤ ᠲᠠᠷᠢᠶᠠᠴᠢᠳ ᠪᠠᠰᠠ ᠰᠢᠬᠢᠷ ᠯᠤᠤᠪᠠᠩ ᠤᠨ ᠲᠠᠷᠢᠶᠠᠨ ᠳᠤ ᠢᠷᠡᠵᠦ ᠠᠵᠢᠯ ᠬᠢᠵᠦ ᠴᠠᠯᠢᠩ ᠤᠨ ᠴᠢᠨᠠᠷᠲᠠᠢ ᠣᠷᠣᠯᠭ᠎ᠠ ᠪᠠᠨ ᠨᠡᠮᠡᠭᠳᠡᠭᠦᠯᠵᠦ ᠪᠣᠯᠣᠨ᠎ᠠ᠃ ᠬᠤᠷᠢᠶᠠᠯᠲᠠ ᠶᠢᠨ ᠤᠯᠠᠷᠢᠯ ᠪᠣᠯᠬᠤ ᠳᠤ᠂ ᠭᠠᠵᠠᠷ ᠰᠢᠷᠣᠢ ᠶᠢᠨ ᠬᠡᠪᠴᠢᠶ᠎ᠡ ᠶᠢ ᠦᠨᠳᠦᠰᠦᠯᠡᠨ ᠠᠳᠠᠯᠢ ᠪᠤᠰᠤ ᠮᠠᠰᠢᠨ ᠮᠧᠬᠠᠨᠢᠭ ᠢᠶᠠᠷ ᠲᠡᠭᠦᠵᠦ᠂ ᠡᠭᠦᠨ ᠳᠤ ᠲᠣᠮᠣ ᠬᠡᠯᠪᠡᠷᠢ ᠶᠢᠨ ᠮᠠᠰᠢᠨ ᠮᠧᠬᠠᠨᠢᠭ ᠢ ᠡᠳᠦᠷ ᠲᠤ 300 ᠭᠠᠷᠤᠢ ᠮᠦ ᠬᠤᠷᠢᠶᠠᠳᠠᠭ᠃ ᠰᠢᠬᠢᠷ ᠯᠤᠤᠪᠠᠩ ᠤᠨ ᠥᠨᠳᠥᠷ ᠤᠨᠠᠯᠲᠠ᠂ ᠥᠨᠳᠥᠷ ᠴᠢᠨᠠᠷ᠂ ᠥᠨᠳᠥᠷ ᠬᠤᠷᠢᠶᠠᠯᠲᠠ ᠨᠢ ᠠᠷᠠᠳ ᠣᠯᠠᠨ ᠤ ᠠᠩᠬᠠᠷᠤᠯ ᠢ ᠲᠠᠲᠠᠵᠤ ᠪᠠᠶᠢᠨ᠎ᠠ᠃ ︽ᠢᠷᠡᠬᠦ ᠵᠢᠯ ᠭᠤᠷᠪᠠᠨ ᠲᠦᠮᠡᠨ ᠮᠦ ᠶᠢᠨ ᠬᠡᠪᠴᠢᠶᠡᠨ ᠳᠤ ᠬᠦᠷᠲᠡᠯ᠎ᠡ ᠥᠷᠭᠡᠳᠬᠡᠵᠦ᠂ ᠲᠠᠷᠢᠶᠠᠴᠢᠳ ᠤᠨ ᠭᠠᠷᠤᠯᠲᠠ ᠪᠠᠨ ᠨᠡᠮᠡᠭᠳᠡᠭᠦᠯᠦᠨ ᠣᠷᠣᠯᠭ᠎ᠠ ᠪᠠᠨ ᠨᠡᠮᠡᠭᠳᠡᠭᠦᠯᠬᠦ ᠳᠤᠨᠢ ᠤᠯᠠᠮ ᠨᠢᠭᠡ ᠠᠯᠬᠤᠮ ᠬᠠᠪᠰᠤᠷᠴᠤ᠂ ᠲᠠᠷᠢᠶᠠᠨ ᠭᠠᠵᠠᠷ ᠢᠶᠠᠨ ᠬᠢᠯᠪᠠᠷᠬᠠᠨ ᠢᠶᠠᠷ ᠳᠠᠷᠢᠵᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠬᠤᠪᠢ ᠨᠡᠮᠡᠷᠢ ᠪᠠᠨ ᠦᠵᠡᠭᠦᠯᠬᠦ ᠶᠢ ᠬᠦᠰᠡᠵᠦ ᠪᠠᠶᠢᠨ᠎ᠠ︾᠃ ᠭᠡᠵᠦ ᠬᠥᠬᠡᠬᠤᠲᠠ ᠶᠢᠨ ᠰᠢᠨ ᠲᠠᠢ ᠹᠧᠩ ᠲᠠᠷᠢᠶᠠᠯᠠᠩ ᠤᠨ ᠺᠣᠮᠫᠠᠨᠢ ᠶᠢᠨ ᠬᠠᠮᠢᠶ᠎ᠠ ᠪᠦᠬᠦᠢ ᠬᠠᠷᠢᠭᠤᠴᠠᠯᠭᠠᠲᠠᠨ ᠬᠡᠯᠡᠪᠡ᠃     ᠲᠠᠷᠠᠭᠠᠴᠢ ᠶᠢᠨ ᠠᠯᠬᠤᠮ ᠳᠤ᠂ ᠲᠦᠮᠡᠳ ᠵᠡᠭᠦᠨ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠦᠷᠭᠦᠯᠵᠢᠯᠡᠨ ᠬᠤᠶᠠᠳᠤᠭᠠᠷ ᠪᠦᠯᠦᠭ ᠤᠨ ᠭᠤᠣᠯ ᠰᠡᠳᠦᠪᠲᠦ ᠰᠤᠷᠭᠠᠨ ᠬᠥᠮᠦᠵᠢᠯ ᠢᠶᠠᠷ ᠠᠵᠠ ᠲᠣᠬᠢᠶᠠᠯ ᠪᠣᠯᠭᠠᠵᠤ᠂ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ᠂ ᠬᠠᠷᠠᠯᠲᠠ ᠪᠠᠷ ᠤᠳᠤᠷᠢᠳᠤᠮᠵᠢ ᠪᠣᠯᠭᠠᠬᠤ ᠪᠠ ᠦᠷ᠎ᠡ ᠪᠦᠲᠦᠭᠡᠯ ᠢᠶᠠᠷ ᠤᠳᠤᠷᠢᠳᠤᠮᠵᠢ ᠪᠣᠯᠭᠠᠬᠤ ᠶᠢ ᠬᠠᠷᠢᠯᠴᠠᠨ ᠨᠢᠭᠡᠳᠬᠡᠬᠦ ᠶᠢ ᠪᠠᠷᠢᠮᠲᠠᠯᠠᠨ᠂ ᠪᠣᠳᠠᠲᠠᠢ ᠶᠢ ᠡᠷᠬᠢᠮᠯᠡᠭᠰᠡᠨ ᠠᠷᠭ᠎ᠠ ᠬᠡᠮᠵᠢᠶ᠎ᠡ ᠪᠠᠷ ᠣᠲᠣ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠶᠢᠨ ᠬᠥᠭᠵᠢᠯᠲᠡ ᠶᠢᠨ ᠰᠢᠰᠲ᠋ᠧᠮᠵᠢ ᠶᠢ ᠪᠠᠶᠢᠭᠤᠯᠵᠤ᠂ ᠲᠦᠮᠡᠳ ᠵᠡᠭᠦᠨ ᠬᠤᠰᠢᠭᠤᠨ ᠤ ᠲᠠᠷᠢᠶᠠᠯᠠᠩ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠤᠨ᠎ᠠ᠃ 
 
ᠢᠷᠡᠯᠲᠡ᠄ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号