ᠲᠥᠮᠡᠳ ᠵᠡᠭᠦᠨ ᠬᠤᠰᠢᠭᠤ
ᠨᠡᠶᠢᠲᠡᠯᠡᠭᠰᠡᠨ ᠴᠠᠭ᠄
2018/3/16
     ᠲᠦᠮᠡᠳ ᠵᠡᠭᠦᠨ ᠬᠤᠰᠢᠭᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠤᠮᠳᠠ ᠬᠡᠰᠡᠭ  ᠢᠶᠠᠷ ᠪᠠᠶᠢᠷᠢᠯᠠᠵᠤ᠂ ᠳᠠᠯᠠᠨ ᠬᠠᠷ᠎ᠠ ᠠᠭᠤᠯᠠ ᠶᠢᠨ ᠡᠮᠦᠨ᠎ᠡ ᠬᠤᠷᠮᠣᠢ ᠶᠢᠨ ᠲᠦᠮᠡᠳ ᠤᠨ ᠲᠠᠯ᠎ᠠ ᠭᠠᠵᠠᠷ ᠲᠤ᠂ 1 ᠤᠯᠤᠰ ᠤᠨ ᠳᠡᠰ ᠤᠨ ᠲᠠᠷᠢᠶᠠᠯᠠᠩ ᠤᠨ ᠵᠢᠱᠢᠶ᠎ᠡ ᠦᠵᠡᠭᠦᠯᠬᠦ ᠣᠷᠣᠨ᠂ 1 ᠤᠯᠤᠰ ᠤᠨ ᠳᠡᠰ ᠤᠨ ᠳᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠨᠡᠭᠡᠭᠡᠯᠲᠡ ᠶᠢᠨ ᠣᠷᠣᠨ᠂ 6 ᠪᠠᠯᠭᠠᠰᠤ᠂ 2 ᠰᠢᠶᠠᠩ ᠢ ᠬᠠᠷᠢᠶᠠᠯᠠᠵᠤ᠂ 296 ᠵᠠᠰᠠᠭ ᠵᠠᠬᠢᠷᠭᠠᠨ ᠤ ᠲᠣᠰᠬᠤᠨ᠂ 14 ᠨᠡᠶᠢᠭᠡᠮ ᠲᠣᠭᠤᠷᠢᠭ ︵ᠡᠭᠦᠨ ᠳᠤ ᠰᠠᠭᠠᠯᠢᠴᠢᠨ ᠪᠠᠯᠭᠠᠰᠤ ᠵᠢᠴᠢ ᠡᠭᠦᠨ ᠤ ᠬᠠᠷᠢᠶ᠎ᠠ ᠲᠣᠰᠬᠤᠨ 2012 ᠣᠨ ᠳᠤ ᠪᠦᠬᠦ᠋ᠢᠯᠡ ᠵᠤᠬᠢᠶᠠᠨ ᠪᠠᠶᠢᠭᠤᠯᠤᠯᠲᠠ ᠵᠢᠴᠢ ᠵᠠᠰᠠᠭ ᠵᠠᠬᠢᠷᠭᠠᠨ ᠤ ᠤᠷᠤᠨ  ᠵᠡᠷᠭᠡ ᠬᠠᠮᠢᠶ᠎ᠠ ᠪᠦᠬᠦᠢ ᠪᠠᠶᠢᠭᠤᠯᠤᠮᠵᠢ ᠨᠢ ᠬᠥᠬᠡᠬᠤᠲᠠ ᠶᠢᠨ ᠠᠵᠤ ᠠᠬᠤᠢ ᠮᠡᠷᠭᠡᠵᠢᠯ ᠤᠨ ᠨᠡᠭᠡᠭᠡᠯᠲᠡ ᠶᠢᠨ ᠲᠣᠭᠤᠷᠢᠭ ᠲᠤ ᠬᠠᠮᠢᠶᠠᠷᠤᠭᠤᠯᠪᠠ︶᠂ ᠶᠡᠷᠦᠩᠬᠡᠢ ᠲᠠᠯᠠᠪᠠᠶ ᠨᠢ 2779  ᠺᠦᠸᠠᠲ ᠺᠢᠯᠣᠮᠧᠲᠷ᠂ ᠶᠡᠷᠦᠩᠬᠡᠢ ᠬᠥᠮᠥᠨ ᠠᠮᠠ ᠨᠢ 37 ᠲᠦᠮᠡ ᠪᠠᠶᠢᠵᠤ᠂ ᠮᠣᠩᠭᠤᠯ ᠦᠨᠳᠦᠰᠦᠲᠡᠨ᠂ ᠬᠢᠲᠠᠳ ᠦᠨᠳᠦᠰᠦᠲᠡᠨ᠂ ᠬᠤᠲᠣᠩ ᠦᠨᠳᠦᠰᠦᠲᠡᠨ᠂ ᠮᠠᠨᠵᠤ ᠦᠨᠳᠦᠰᠦᠲᠡᠨ᠂ ᠵᠤᠸᠠᠩ ᠦᠨᠳᠦᠰᠦᠲᠡᠨ ᠵᠡᠷᠭᠡ 35 ᠦᠨᠳᠦᠰᠦᠲᠡᠨ ᠡᠶ᠎ᠡ ᠨᠠᠶᠢᠷᠲᠠᠢ ᠪᠠᠷ ᠬᠠᠮᠲᠤ ᠣᠷᠣᠰᠢᠵᠤ ᠪᠠᠶᠢᠭ᠎ᠠ ᠣᠯᠠᠨ ᠦᠨᠳᠦᠰᠦᠲᠡᠨ ᠲᠥᠪᠯᠡᠷᠡᠨ ᠰᠠᠭᠤᠷᠢᠰᠢᠭᠰᠠᠨ ᠬᠤᠰᠢᠭᠤ ᠪᠠᠶᠢᠵᠤ᠂ ᠤᠷᠢᠳ ᠬᠤᠵᠢᠳ ᠤᠯᠤᠰ ᠤᠨ ᠡᠷᠡᠭᠦᠯ ᠬᠠᠮᠠᠭᠠᠯᠠᠯ ᠤᠨ ᠰᠢᠶᠠᠨ ᠤ ᠬᠤᠲᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠣᠯᠪᠠᠰᠤᠨ ᠬᠤᠲᠠ᠂ ᠳᠤᠮᠳᠠᠳᠤ ᠤᠯᠤᠰ ᠤᠨ ᠪᠠᠷᠠᠭᠤᠨ ᠣᠷᠣᠨ ᠤ ᠵᠠᠭᠤᠨ ᠬᠦᠴᠦᠷᠬᠡᠭ ᠰᠢᠶᠠᠨ ᠬᠤᠲᠠ ᠵᠡᠷᠭᠡ ᠢᠷᠠᠭᠤ ᠠᠯᠳᠠᠷ ᠤᠨ ᠴᠣᠯᠠ ᠶᠢ ᠭᠥᠷᠳᠡᠭᠰᠡᠨ ᠪᠠᠶᠢᠨ᠎ᠠ᠃      ᠲᠦᠮᠡᠳ ᠵᠡᠭᠦᠨ ᠬᠤᠰᠢᠭᠤ ᠥᠨᠢ ᠤᠳᠠᠭᠠᠨ ᠲᠡᠦᠬᠡ ᠲᠠᠢ᠃ ᠲᠡᠦᠬᠡᠨ ᠳᠡᠭᠡᠷ᠎ᠡ᠂   ᠠᠳᠡ ᠤᠯᠠᠨ ᠦᠨᠳᠦᠰᠦᠲᠡᠨ ᠤ ᠣᠷᠣᠰᠢᠨ ᠠᠮᠢᠳᠤᠷᠠᠵᠤ ᠪᠠᠶᠢᠭᠰᠠᠨ ᠭᠠᠵᠠᠷ ᠣᠷᠣᠨ ᠪᠣᠯᠬᠤ ᠪᠥᠭᠡᠳ ᠪᠠᠰᠠ ᠴᠤ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠤ ᠭᠤᠯᠣᠮᠲᠠ ᠶᠢᠨ ᠣᠷᠣᠨ ᠤ ᠨᠢᠭᠡ ᠪᠣᠯᠣᠨ᠎ᠠ᠃ 16 ᠳ᠋ᠤᠭᠠᠷ ᠵᠠᠭᠤᠨ ᠳᠤ ᠠᠯᠳᠠᠨ ᠬᠠᠭᠠᠨ ᠮᠣᠩᠭᠤᠯ ᠮᠢᠩ ᠤᠨ ᠬᠠᠷᠢᠯᠴᠠᠭ᠎ᠠ ᠮᠠᠶᠢᠮᠠᠢ ᠶᠢᠨ ᠵᠠᠬ᠎ᠠ ᠳᠡᠯᠭᠡᠭᠦᠷ ᠢ ᠪᠡᠶᠡᠯᠡᠭᠦᠯᠵᠦ᠂ ᠲᠦᠮᠡᠳ ᠠᠶᠢᠮᠠᠭ ᠤᠨ ᠬᠥᠭᠵᠢᠯ ᠪᠠᠳᠠᠷᠠᠯ ᠤᠨ ᠪᠠᠶᠢᠳᠠᠯ ᠢ ᠡᠭᠦᠳᠴᠡᠢ᠃ ᠣᠶᠢᠷ᠎ᠠ ᠦᠶ᠎ᠡ ᠠᠴᠠ ᠨᠠᠰᠢ᠂ ᠴᠠᠭᠠᠪᠤᠷ ᠪᠣᠷᠣᠭᠵᠢᠭᠤᠨ ᠲᠦᠮᠡᠳ ᠤᠨ ᠠᠷᠠᠳ ᠲᠦᠮᠡᠨ ᠦᠨᠳᠦᠰᠦᠲᠡᠨ ᠤ ᠲᠤᠰᠠᠭᠠᠷ ᠲᠣᠭᠲᠠᠨᠢᠯ ᠪᠠ ᠴᠢᠯᠦᠭᠡᠯᠡᠯᠲᠡ ᠶᠢᠨ ᠲᠥᠯᠥᠭᠡ ᠤᠷᠳᠤ ᠬᠤᠭᠤᠴᠠᠭᠠᠨ ᠤ ᠰᠢᠷᠭᠠᠭᠤ ᠬᠠᠲᠠᠭᠤᠵᠢᠯᠲᠠᠢ ᠲᠡᠮᠡᠴᠡᠯ ᠶᠠᠪᠤᠭᠤᠯᠤᠭᠠᠳ᠂ ᠬᠥᠮᠥᠰ ᠤᠨ ᠰᠡᠳᠬᠢᠯ ᠢ ᠭᠦᠨ ᠬᠥᠳᠡᠯᠭᠡᠵᠦ᠂ ᠬᠥᠮᠥᠰ ᠢ ᠪᠢᠰᠢᠷᠡᠭᠦᠯᠦᠮ᠎ᠡ ᠨᠢᠭᠡ ᠪᠦᠯᠦᠭ ᠪᠠᠭᠠᠲᠤᠷ ᠬᠥᠮᠥᠰ ᠴᠣᠯᠭᠤᠷᠠᠨ ᠭᠠᠷᠴᠠᠢ᠃  ᠠᠳᠡ ᠪᠣᠯ ᠤᠯᠤᠰ ᠤᠨ ᠤᠤᠯ ᠤᠨ ᠳᠡᠳ᠋ ᠲᠡᠷᠢᠭᠦᠯᠡᠭᠴᠢ᠂ ᠦᠨᠳᠦᠰᠦᠲᠡᠨ ᠤ ᠠᠵᠢᠯ ᠤᠨ ᠭᠠᠷᠮᠠᠭᠠᠢ ᠤᠳᠤᠷᠢᠳᠤᠭᠴᠢ ᠤᠯᠠᠭᠠᠨᠬᠦᠦ ᠶᠢᠨ ᠲᠦᠷᠦᠭᠰᠡᠨ ᠨᠤᠲᠤᠭ ᠪᠠᠶᠢᠵᠤ᠂ ᠤᠯᠠᠭᠠᠨᠬᠦᠦ ᠶᠢᠨ ᠥᠰᠴᠦ ᠪᠣᠶᠢᠵᠢᠭᠰᠠᠨ ᠪᠠ  ᠲᠡᠬᠦᠨ ᠤ ᠡᠷᠲᠡᠬᠢ ᠦᠶ᠎ᠡ ᠶᠢᠨ ᠬᠤᠪᠢᠰᠬᠠᠯᠲᠤ ᠠᠵᠢᠯᠯᠠᠭ᠎ᠠ ᠬᠢᠵᠦ ᠪᠠᠶᠢᠭᠰᠠᠨ ᠭᠠᠵᠠᠷ ᠮᠥᠨ᠃ ᠬᠤᠪᠢᠰᠬᠠᠯᠲᠤ  ᠴᠠᠭ ᠦᠶ᠎ᠡ ᠳᠤ᠂ ᠤᠯᠠᠭᠠᠨᠬᠦᠦ ᠵᠡᠷᠭᠡ ᠠᠬᠠᠮᠠᠳ ᠨᠢᠭᠡ ᠦᠶ᠎ᠡ ᠶᠢᠨ ᠦᠭᠡᠶᠢᠭᠦᠦ ᠠᠩᠭᠢ ᠶᠢᠨ ᠬᠤᠪᠢᠰᠬᠠᠯᠴᠢᠳ ᠦᠨᠳᠦᠰᠦᠲᠡᠨ ᠤ ᠲᠤᠰᠠᠭᠠᠷ ᠲᠣᠭᠲᠠᠨᠢᠯ ᠪᠠ ᠴᠢᠯᠦᠭᠡᠯᠡᠯᠲᠡ ᠳᠤ ᠯᠤᠲᠤ ᠶᠡᠭᠡ ᠬᠤᠪᠢ ᠨᠡᠮᠡᠷᠢ ᠦᠵᠡᠭᠦᠯᠦᠭᠰᠡᠨ ᠶᠤᠮ᠃  ᠪᠠᠰᠠ ᠴᠤ ᠥᠪᠥᠷ ᠮᠣᠩᠭᠤᠯ ᠤᠨ ᠬᠤᠪᠢᠰᠬᠠᠯ ᠤᠨ ᠡᠭᠦᠰᠦᠯ ᠤᠨ ᠭᠠᠵᠠᠷ᠂  ᠬᠤᠪᠢᠰᠬᠠᠯ ‍ᠤᠨ‌ᠥᠯᠥᠭᠡᠢ ᠭᠡᠮᠡᠨ ᠨᠡᠷᠡᠯᠡᠭᠳᠡᠪᠡ᠃      ᠲᠦᠮᠡᠳ ᠵᠡᠭᠦᠨ ᠬᠤᠰᠢᠭᠤᠨ ᠤ ᠣᠷᠣᠨ ᠪᠠᠶᠢᠷᠢ ᠳᠠᠪᠠᠭᠤᠯᠢᠭ᠂ ᠵᠠᠮ ᠬᠠᠷᠢᠯᠴᠠᠭ᠎ᠠ ᠳᠦᠭᠦᠮ᠃ ᠬᠥᠬᠡᠬᠤᠲᠠ᠂ ᠪᠤᠭᠤᠲᠤ ᠬᠤᠳᠠ ᠪᠣᠯᠣᠨ ᠣᠷᠳᠣᠰ ᠬᠤᠳᠠ ᠶᠢᠨ ︽ᠠᠯᠳᠠᠨ ᠭᠤᠷᠪᠠᠯᠵᠢᠨ ᠬᠤᠶᠢᠭ︾  ᠤᠨ ᠥᠷᠥᠴᠡᠨ ᠳᠤ ᠪᠠᠶᠢᠷᠢᠯᠠᠵᠤ᠂ ᠬᠥᠬᠡᠬᠤᠲᠠ ᠪᠤᠭᠤᠲᠤ ᠣᠷᠳᠣᠰ ᠤᠨ ᠠᠵᠤ ᠠᠬᠤᠢ ᠶᠢᠨ ᠣᠷᠣᠨ ᠪᠣᠯᠣᠨ ᠬᠥᠬᠡᠬᠤᠲᠠ᠂ ᠪᠤᠭᠤᠲᠤ᠂  ᠶᠢᠨᠴᠦᠸᠠᠨ᠂ ᠢᠤᠢ ᠯᠢᠨ  ᠤ ᠠᠵᠤ ᠠᠬᠤᠢ ᠶᠢᠨ ᠲᠣᠭᠤᠷᠢᠭ ᠤᠨ ᠴᠢᠬᠤᠯᠠ ᠵᠠᠩᠭᠢᠯᠠᠭ᠎ᠠ ᠶᠢᠨ ᠬᠤᠰᠢᠭᠤ ᠪᠣᠯᠬᠤ ᠪᠥᠭᠡᠳ ᠮᠦᠨ ᠴᠤ ᠪᠠᠷᠠᠭᠤᠨ ᠬᠤᠶᠢᠲᠤ ᠣᠷᠣᠨ ᠢ ᠨᠠᠪᠲᠠᠷᠡᠭᠦᠯᠵᠦ᠂ ᠮᠣᠩᠭᠤᠯ ᠤᠯᠤᠰ ᠢ ᠬᠤᠯᠪᠣᠭᠰᠠᠨ ᠴᠢᠬᠤᠯᠠ ᠳᠠᠭᠠᠯᠲᠠ ᠵᠠᠮ ᠬᠠᠷᠢᠯᠴᠠᠭᠠᠨ ᠤ ᠬᠦᠢᠰᠦ ᠣᠷᠣᠨ ᠪᠣᠯᠣᠨ᠎ᠠ᠃ ᠵᠡᠭᠦᠨᠰᠢ ᠪᠠᠨ ᠬᠥᠬᠡᠬᠤᠲᠠ ᠶᠢᠨ ᠴᠠᠭᠠᠨ ᠰᠤᠪᠤᠷᠭ᠎ᠠ ᠶᠢᠨ ᠣᠯᠠᠨ ᠤᠯᠤᠰ ᠤᠨ ᠨᠢᠰᠬᠡᠯ ᠤᠨ ᠪᠠᠭᠤᠳᠠᠯ ᠠᠴᠠ 30 ᠺᠢᠯᠣᠮᠧᠲᠷ ᠵᠠᠶᠢᠲᠠᠢ᠂ ᠬᠥᠬᠡᠬᠤᠲᠠ ᠶᠢᠨ ᠰᠢᠨ᠎ᠡ ᠪᠠᠷ ᠪᠠᠶᠢᠭᠤᠯᠤᠭᠰᠠᠨ ᠨᠢᠰᠬᠡᠯ ᠤᠨ ᠪᠠᠭᠤᠳᠠᠯ ᠲᠠᠢ ᠬᠥᠷᠰᠢ ᠵᠡᠷᠭᠡᠯᠡᠳᠡᠭᠡ ᠪᠠᠶᠢᠵᠤ᠂ ᠬᠤᠰᠢᠭᠤᠨ ᠤ ᠬᠢᠯᠢ ᠳᠣᠲᠣᠷᠠᠬᠢ ᠪᠡᠭᠡᠵᠢᠩ ᠪᠤᠭᠤᠲᠤ ᠶᠢᠨ ᠲᠡᠮᠦᠷ ᠵᠠᠮ᠂ 110 ᠤᠯᠤᠰ ᠤᠨ ᠵᠠᠮ᠂ ᠪᠡᠭᠡᠵᠢᠩ ᠲᠥᠪᠡᠳ ᠤᠨ ᠳᠡᠭᠡᠳᠦ ᠬᠤᠷᠳᠤᠴᠠᠲᠤ ᠵᠠᠰᠠᠮᠠᠯ ᠵᠠᠮ ᠨᠡᠪᠲᠡᠷᠡᠵᠦ᠂ 209 ᠤᠯᠤᠰ ᠤᠨ ᠵᠠᠮ᠂ 103 ᠮᠤᠵᠢ ᠶᠢᠨ ᠵᠠᠮ᠂ ᠬᠥᠬᠡᠬᠤᠲᠠ ᠵᠦᠩᠭᠠᠷ ᠤᠨ ᠳᠡᠭᠡᠳᠦ  ᠬᠤᠷᠳᠤᠴᠠᠲᠤ ᠵᠠᠰᠠᠮᠠᠯ ᠵᠠᠮ᠂ ᠬᠥᠬᠡᠬᠤᠲᠠ  ᠵᠦᠩᠭᠠᠷ ᠤᠨ ᠲᠡᠮᠦᠷ ᠵᠠᠮ ᠬᠤᠰᠢᠭᠤᠨ ᠤ ᠵᠡᠭᠦᠨ ᠬᠡᠰᠡᠭ ᠢᠶᠠᠷ ᠨᠡᠪᠲᠡᠷᠡᠵᠦ᠂ ᠬᠥᠳᠡᠭᠡ ᠲᠣᠰᠬᠤᠨ ᠤ ᠵᠠᠰᠠᠮᠠᠯ ᠵᠠᠮ ᠳᠥᠷᠪᠡᠨ ᠵᠦᠭ ᠨᠠᠢᠮᠠᠨ ᠵᠣᠪᠬᠢᠰ ᠢᠶᠠᠷ ᠨᠡᠪᠲᠡᠷᠡᠵᠦ᠂ ᠪᠥᠬᠦ ᠬᠤᠰᠢᠭᠤᠨ ᠤ ᠵᠠᠰᠠᠮᠠᠯ ᠵᠠᠮ ᠤᠨ ᠲᠡᠷᠭᠡ ᠨᠡᠪᠲᠡᠷᠡᠭᠰᠡᠨ ᠵᠠᠮ ᠤᠨ ᠣᠷᠳᠣ 1413 ᠺᠢᠯᠣᠮᠧᠲᠷ ᠲᠤ ᠬᠦᠷᠴᠡᠢ᠃  ᠴᠠᠭᠠᠰᠤᠴᠢ ᠪᠠᠯᠭᠠᠰᠤ ᠪᠠᠷ ᠲᠥᠪ ᠪᠣᠯᠭᠠᠨ᠂ ᠭᠤᠣᠯ ᠵᠠᠰᠠᠮᠠᠯ ᠵᠠᠮ︵110ᠤᠯᠤᠰ ᠤᠨ ᠵᠠᠮ᠂209 ᠤᠯᠤᠰ ᠤᠨ ᠵᠠᠮ᠂ 103 ᠮᠤᠵᠢ ᠵᠢᠨ‌ᠵᠠᠮ︶ ᠢᠶᠠᠷ ᠭᠤᠣᠯ ᠨᠢᠷᠤᠭᠤᠪᠴᠢ ᠪᠣᠯᠭᠠᠵᠤ᠂ ︽ᠭᠤᠷᠪᠠᠨ ᠬᠥᠨᠳᠡᠯᠡᠨ ᠨᠠᠢᠮᠠᠨ ᠭᠤᠯᠳᠤ︾ ᠰᠢᠶᠠᠨ ᠤ ᠵᠠᠮ ᠢᠶᠠᠷ ᠳᠡᠳ᠋ ᠨᠢᠷᠤᠭᠤᠪᠴᠢ ᠪᠣᠯᠭᠠᠵᠤ᠂ ᠪᠦᠬᠦ ᠤᠯᠤᠰ ᠤᠨ ᠡᠯ᠎ᠡ ᠭᠠᠵᠠᠷ ᠪᠣᠯᠣᠨ ᠡᠷᠬᠢᠨ ᠲᠣᠭᠤᠷᠢᠨ ᠤ ᠬᠤᠰᠢᠭᠤ ᠰᠢᠶᠠᠨ ᠲᠠᠢ ᠲᠡᠭᠡᠭᠡᠪᠦᠷᠢ ᠨᠡᠪᠲᠡᠷᠡᠨ᠎ᠡ᠃      ᠲᠦᠮᠡᠳ ᠵᠡᠭᠦᠨ ᠬᠤᠰᠢᠭᠤᠨ ᠤ ᠪᠠᠶᠢᠭᠠᠯᠢ ᠬᠥᠮᠥᠨ ᠰᠣᠶᠣᠯ ᠤᠨ ᠡᠬᠢ ᠪᠠᠶᠠᠯᠢᠭ ᠡᠯᠪᠡᠭ ᠪᠠᠶᠠᠯᠢᠭ ᠶᠤᠮ᠃ ᠬᠤᠰᠢᠭᠤᠨ ᠤ ᠭᠠᠵᠠᠷ ᠤᠨ ᠪᠠᠶᠢᠴᠠ ᠨᠢ ᠤᠮᠠᠷ᠎ᠠ ᠪᠠᠨ ᠥᠨᠳᠥᠷ ᠡᠮᠦᠨ᠎ᠡ ᠪᠠᠨ ᠳᠣᠣᠷ᠎ᠠ᠂ ᠤᠮᠠᠷ᠎ᠠ ᠪᠠᠨ ᠳᠠᠯᠠᠨ ᠬᠠᠷ᠎ᠠ ᠠᠭᠤᠯᠠ ᠶᠢᠨ ᠠᠭᠤᠯᠠᠷᠬᠠᠭ ᠭᠠᠵᠠᠷ ᠪᠠᠶᠢᠵᠤ᠂ ᠪᠥᠬᠦ ᠬᠤᠰᠢᠭᠤᠨ ᠤ ᠶᠡᠷᠦᠩᠬᠡᠢ ᠲᠠᠯᠠᠪᠠᠶ ᠶᠢᠨ 33.5% ᠶᠢ ᠡᠵᠡᠯᠡᠵᠦ᠂ ᠡᠮᠦᠨ᠎ᠡ ᠲᠠᠯ᠎ᠠ ᠪᠠᠷ ᠢᠶᠠᠨ ᠲᠦᠮᠡᠳ ᠤᠨ ᠲᠠᠯ᠎ᠠ ᠭᠠᠵᠠᠷ ᠪᠠᠶᠢᠵᠤ᠂ ᠪᠥᠬᠦ ᠬᠤᠰᠢᠭᠤᠨ ᠤ ᠶᠡᠷᠦᠩᠬᠡᠢ ᠲᠠᠯᠠᠪᠠᠶ ᠶᠢᠨ 66.5% ᠶᠢ ᠡᠵᠡᠯᠡᠨ᠎ᠡ᠃ 30  ᠺᠦᠸᠠᠲ ᠺᠢᠯᠤᠮᠥᠲᠷ ᠤᠨ  ᠬᠠᠷ᠎ᠠ ᠣᠰᠤ ᠪᠣᠯᠣᠨ ᠶᠡᠭᠡ ᠪᠠᠭ᠎ᠠ ᠭᠤᠣᠯ ᠮᠥᠷᠡᠨ ᠤ ᠭᠤᠤ ᠰᠤᠪᠠᠭ ᠤᠨ ᠤᠰᠤ ᠨᠢ ᠲᠦᠮᠡᠳ ᠵᠡᠭᠦᠨ ᠬᠤᠰᠢᠭᠤᠨ ᠤ ︽ᠲᠦᠷᠪᠡᠨ ᠬᠤᠪᠢ ᠶᠢᠨ ᠠᠭᠤᠯᠠ ᠤᠰᠤ ᠵᠢᠷᠭᠤᠭᠠᠨ ᠬᠤᠪᠢ ᠶᠢᠨ ᠲᠠᠯ᠎ᠠ︾ ᠶᠢᠨ ᠭᠠᠵᠠᠷ ᠤᠨ  ᠳᠦᠷᠢ ᠲᠥᠷᠬᠦ ᠶᠢ ᠪᠦᠷᠢᠯᠳᠦᠭᠦᠯᠵᠡᠢ᠃ ᠪᠥᠬᠦ ᠬᠤᠰᠢᠭᠤᠨ ᠳᠤ 170 ᠲᠦᠮᠡᠨ ᠮᠦ ᠲᠠᠷᠢᠶᠠᠨ ᠭᠠᠵᠠᠷ᠂ 109 ᠲᠦᠮᠡᠨ ᠮᠦ ᠣᠶᠢᠲᠤ ᠭᠠᠵᠠᠷ ᠲᠠᠢ ᠪᠠᠶᠢᠵᠤ᠂ ᠨᠢᠭᠡᠨᠲᠡ 2 ᠭᠠᠵᠠᠷ ᠤᠨ ᠢᠯᠴᠢ ᠶᠢᠨ ᠡᠬᠢ ᠪᠠᠶᠠᠯᠢᠭ᠂ 48 ᠵᠦᠢᠯ ᠤᠨ ᠲᠡᠮᠦᠷᠯᠢᠭ ᠪᠠ ᠲᠡᠮᠦᠷᠯᠢᠭ ᠪᠤᠰᠤ ᠠᠭᠤᠷᠬᠠᠢ ᠶᠢᠨ ᠪᠤᠯᠠᠭᠳᠠᠴᠠ ᠶᠢ ᠬᠠᠶᠢᠨ ᠲᠣᠳᠣᠯᠠᠵᠠᠢ᠃ ᠲᠡᠦᠬᠡ ᠶᠢᠨ ᠤᠯᠠᠷᠢᠯ ᠬᠤᠪᠢᠰᠤᠯ ᠢ ᠳᠠᠭᠠᠯᠳᠤᠨ᠂ ᠵᠦᠩᠶᠤᠸᠠᠨ ᠣᠷᠣᠨ ᠤ ᠰᠣᠶᠣᠯ᠂ ᠲᠠᠷᠢᠶᠠᠯᠠᠬᠤ ᠰᠣᠶᠣᠯ᠂ ᠮᠣᠩᠭᠤᠯ ᠶᠤᠸᠠᠨ ᠤ ᠰᠣᠶᠣᠯ᠂ ᠱᠠᠰᠢᠨ ᠰᠤᠷᠲᠠᠬᠤᠨ ᠤ ᠰᠣᠶᠣᠯ ᠪᠠ ᠲᠠᠯ᠎ᠠ ᠨᠤᠲᠤᠭ ᠤᠨ ᠰᠣᠶᠣᠯ ᠤᠨ ᠠᠭᠤᠰᠤᠯᠴᠠᠯ ᠤᠨ ᠶᠠᠪᠤᠴᠠ ᠳᠤ ᠬᠠᠳᠠᠨ ᠰᠡᠶᠢᠯᠦᠮᠡᠯ᠂ ᠮᠤᠨᠢ ᠠᠭᠤᠯᠠ ᠶᠢᠨ ᠬᠠᠳᠠᠨ ᠵᠢᠷᠤᠭ᠂ ᠯᠠᠮᠠ ᠶᠢᠨ ᠠᠭᠤᠢ᠂ ᠴᠠᠭᠠᠨ ᠰᠤᠪᠤᠷᠭ᠎ᠠ ᠵᠡᠷᠭᠡ ᠡᠯᠪᠡᠭ ᠪᠠᠶᠠᠯᠢᠭ ᠬᠥᠮᠥᠨ ᠰᠣᠶᠣᠯ ᠤᠨ ᠦᠵᠡᠮᠵᠢ ᠪᠠ ᠲᠡᠦᠬᠡ ᠶᠢᠨ ᠦᠯᠡᠳᠡᠭᠳᠡᠯ ᠢ ᠪᠤᠢ ᠪᠣᠯᠭᠠᠭᠰᠠᠨ ᠪᠠᠶᠢᠨ᠎ᠠ᠃      ᠲᠦᠮᠡᠳ ᠵᠡᠭᠦᠨ ᠬᠤᠰᠢᠭᠤᠨ ᠤ ᠠᠵᠤ ᠦᠢᠯᠡᠰ ᠤᠨ ᠣᠨᠴᠠᠯᠢᠭ ᠢᠯᠡ ᠲᠣᠳᠣ ᠪᠠᠶᠢᠨ᠎ᠠ᠃ ᠪᠥᠬᠦ ᠬᠤᠰᠢᠭᠤᠨ ᠤ ᠠᠵᠤ ᠦᠢᠯᠡᠰ ᠤᠨ ᠬᠥᠭᠵᠢᠯᠲᠡ ᠶᠢᠨ ᠪᠠᠶᠢᠳᠠᠯ ᠰᠠᠶᠢᠨ ᠪᠠᠶᠢᠵᠤ᠂ ᠪᠦᠲᠦᠴᠡ ᠨᠢ ᠦᠷᠭᠦᠯᠵᠢᠯᠡᠨ ᠰᠢᠯᠢᠳᠡᠭᠵᠢᠵᠦ᠂ ᠶᠠᠰᠤ ᠴᠢᠨᠠᠷ ᠦᠷ᠎ᠡ ᠠᠰᠢᠭ ᠨᠢ ᠲᠠᠰᠤᠷᠠᠯᠲᠠ ᠦᠭᠡᠢ ᠳᠡᠭᠡᠭᠰᠢᠯᠡᠪᠡ᠃ ᠠᠵᠤ ᠦᠢᠯᠡᠳᠪᠦᠷᠢ ᠶᠢᠨ ᠲᠠᠯ᠎ᠠ ᠪᠠᠷ᠂ ᠢᠯᠢ ᠪᠦᠯᠦᠭᠯᠡᠯ ᠢᠶᠠᠷ ᠭᠤᠣᠯ ᠪᠣᠯᠭᠠᠭᠰᠠᠨ ᠰᠦ ᠶᠢᠨ ᠠᠵᠤ ᠦᠢᠯᠡᠰ ᠤᠨ ᠬᠡᠪᠴᠢᠶ᠎ᠡ ᠦᠷᠭᠦᠯᠵᠢᠯᠡᠨ ᠪᠤᠵᠠᠭᠠᠶᠢᠷᠠᠵᠤ᠂ ᠲᠡᠵᠢᠭᠡᠬᠦ ᠪᠠ ᠡᠳ᠋ᠰᠢᠭᠦᠯᠬᠦ ᠶᠢ ᠨᠢᠭᠡ ᠴᠣᠭᠴᠠᠵᠢᠭᠤᠯᠤᠭᠰᠠᠨ ᠪᠦᠬᠦ ᠠᠵᠤ ᠦᠢᠯᠡᠰ ᠤᠨ ᠬᠡᠯᠬᠢᠶ᠎ᠡ ᠶᠢᠨ ᠵᠠᠭᠪᠤᠷ ᠢ ᠪᠦᠷᠢᠯᠳᠦᠭᠦᠯᠵᠦ᠂ 2018 ᠣᠨ ᠳᠤ ᠢᠯᠢ ᠪᠦᠯᠦᠭᠯᠡᠯ ᠤᠨ ᠡᠵᠡᠩᠨᠡᠯᠲᠡ ᠶᠢᠨ ᠶᠡᠷᠦᠩᠬᠡᠢ ᠣᠷᠣᠯᠭ᠎ᠠ 800 ᠳ᠋ᠦᠩᠰᠢᠭᠤᠷ ᠰᠢᠬᠠᠮ ᠲᠥᠭᠦᠷᠢᠭ ᠲᠤ ᠬᠦᠷᠴᠡᠢ᠃ ᠲᠣᠨᠣᠭᠯᠠᠯ ᠦᠢᠯᠡᠳᠬᠦ᠂ ᠠᠮᠢᠳᠤ ᠪᠣᠳᠠᠰ ᠤᠨ ᠡᠮ ᠡᠮᠨᠡᠯᠭᠡ᠂ ᠡᠨᠧᠷᠭᠢ ᠠᠷᠪᠢᠯᠠᠵᠤ ᠣᠷᠴᠢᠨ ᠲᠣᠭᠤᠷᠢᠨ ᠢ ᠬᠠᠮᠠᠭᠠᠯᠠᠬᠤ᠂ ᠰᠢᠨ᠎ᠡ ᠬᠡᠯᠪᠡᠷᠢ ᠶᠢᠨ ᠮᠠᠲ᠋ᠧᠷᠢᠶᠠᠯ᠂ ᠰᠢᠨ᠎ᠡ ᠡᠨᠧᠷᠭᠢ ᠵᠡᠷᠭᠡ ᠠᠵᠤ ᠦᠢᠯᠡᠰ ᠤᠨ ᠬᠡᠪᠴᠢᠶ᠎ᠡ ᠶᠢ ᠦᠷᠭᠦᠯᠵᠢᠯᠡᠨ ᠥᠷᠭᠡᠳᠬᠡᠵᠦ᠂ ᠠᠯᠬᠤᠮ ᠠᠯᠬᠤᠮ ᠢᠶᠠᠷ ᠠᠵᠤ ᠦᠢᠯᠡᠳᠪᠦᠷᠢ ᠶᠢᠨ ᠴᠢᠨᠠᠷ ᠰᠠᠶᠢᠲᠠᠢ ᠬᠥᠭᠵᠢᠯᠲᠡ ᠶᠢᠨ ᠴᠢᠬᠤᠯᠠ ᠲᠤᠯᠭᠠᠭᠤᠷᠢᠯᠠᠯ ᠪᠣᠯᠪᠠ᠃ ᠲᠠᠷᠢᠶᠠᠯᠠᠩ ᠤᠨ ᠲᠠᠯ᠎ᠠ ᠪᠠᠷ᠂ ᠤᠯᠠᠮᠵᠢᠯᠠᠯᠲᠤ ᠲᠠᠷᠢᠮᠠᠯ ᠤᠨ ᠦᠢᠯᠡᠰ ᠢᠶᠠᠷ ᠰᠠᠭᠤᠷᠢ ᠪᠣᠯᠭᠠᠵᠤ᠂ ᠵᠢᠮᠢᠰ᠂ ᠡᠪᠡᠰᠦ᠂  ᠰᠦ᠂ ᠮᠢᠬ᠎ᠠ᠂ ᠨᠣᠭᠤᠭ᠎ᠠ᠂ ᠵᠢᠭᠠᠰᠤ ᠪᠠᠷ ᠭᠤᠣᠯᠳᠠᠯᠭ᠎ᠠ ᠪᠣᠯᠭᠠᠭᠰᠠᠨ ᠣᠲᠣ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠶᠢᠨ ᠡᠷᠡᠭᠦᠯ ᠢᠶᠠᠷ ᠬᠥᠭᠵᠢᠬᠦ ᠨᠢ ᠨᠢᠭᠡᠨᠲᠡ ᠠᠯᠬᠤᠮ ᠠᠯᠬᠤᠮ ᠢᠶᠠᠷ ᠣᠷᠣᠨ ᠤ ᠲᠥᠪ ᠴᠢᠨᠠᠭᠰᠢᠯᠠᠪᠠᠯ ᠡᠷᠬᠢᠨ ᠲᠣᠭᠤᠷᠢᠨ ᠤ ᠭᠠᠵᠠᠷ ᠣᠷᠣᠨ ᠤ ᠬᠠᠮᠤᠭ ᠤᠨ ᠴᠢᠬᠤᠯᠠ ᠲᠠᠷᠢᠶᠠᠯᠠᠩ ᠲᠤᠰᠠᠯᠠᠬᠤ ᠠᠵᠤ ᠠᠬᠤᠢ ᠶᠢᠨ ᠪᠦᠲᠦᠭᠡᠭᠳᠡᠬᠦᠨ ᠤ ᠦᠢᠯᠡᠳᠪᠦᠷᠢᠯᠡᠯ ᠤᠨ ᠰᠠᠭᠤᠷᠢᠨ ᠭᠠᠵᠠᠷ ᠪᠣᠯᠤᠭᠰᠠᠨ ᠪᠠᠶᠢᠨ᠎ᠠ᠃ ᠦᠢᠯᠡᠴᠢᠯᠡᠭᠡᠨ ᠤ ᠦᠢᠯᠡᠰ ᠳᠡᠭᠡᠷ᠎ᠡ᠂ ᠰᠣᠶᠣᠯ ᠢᠷᠭᠡᠨᠰᠢᠯ᠂ ᠠᠮᠢ ᠠᠬᠤᠢ ᠶᠢᠨ ᠵᠤᠭᠠᠴᠠᠯ ᠥᠷᠨᠢᠭᠦᠨ ᠬᠥᠭᠵᠢᠵᠦ᠂ ᠵᠤᠭᠠᠴᠠᠯ ᠤᠨ ᠡᠬᠢ ᠪᠠᠶᠠᠯᠢᠭ ᠢ ᠠᠭᠤᠳᠠᠯᠤᠨ ᠠᠰᠢᠭᠯᠠᠬᠤ ᠠᠵᠢᠯ ᠢ ᠭᠦᠨᠵᠡᠭᠡᠢ ᠠᠬᠢᠭᠤᠯᠵᠤ᠂ ᠪᠦᠬᠦ ᠣᠷᠣᠨ ᠪᠦᠰᠡ ᠶᠢᠨ ᠵᠢᠭᠤᠯᠴᠢᠯᠠᠯ ᠢ ᠬᠥᠭᠵᠢᠭᠦᠯᠬᠦ ᠲᠠᠯ᠎ᠠ ᠪᠠᠷ ᠮᠠᠰᠢ ᠶᠡᠭᠡ ᠬᠠᠷᠢᠴᠠᠭᠤᠯᠤᠭᠰᠠᠨ ᠳᠠᠪᠠᠭᠤᠯᠢᠭ ᠲᠠᠢ ᠪᠠᠶᠢᠵᠤ᠂ ᠤᠯᠠᠭᠠᠨᠬᠦᠦ ᠶᠢᠨ ᠬᠠᠭᠤᠴᠢᠨ ᠰᠠᠭᠤᠴᠠ᠂  ᠵᠢᠷᠭᠠᠯ ᠤᠨ ᠬᠠᠭᠤᠴᠢᠨ ᠰᠠᠭᠤᠴᠠ ᠵᠡᠷᠭᠡ ᠬᠤᠪᠢᠰᠬᠠᠯ ᠤᠨ ᠦᠵᠡᠮᠵᠢ ᠶᠢᠨ ᠣᠷᠣᠨ᠂ ᠴᠡᠯᠡᠭᠡᠷ ᠲᠠᠯ᠎ᠠ ᠰᠣᠶᠣᠯ ᠵᠢᠭᠤᠯᠴᠢᠯᠠᠯ ᠤᠨ ᠣᠷᠣᠨ᠂ ᠪᠠᠢ ᠱᠢ ᠶᠢᠨ ᠠᠮᠢ ᠠᠬᠤᠢ ᠶᠢᠨ ᠵᠢᠭᠤᠯᠴᠢᠯᠠᠯ ᠤᠨ ᠣᠷᠣᠨ᠂ ᠯᠠᠮᠠ ᠶᠢᠨ ᠠᠭᠤᠢ ᠶᠢᠨ ᠵᠤᠤ ᠵᠡᠷᠭᠡ ᠪᠠᠶᠢᠭᠠᠯᠢ ᠬᠥᠮᠥᠨ ᠰᠣᠶᠣᠯ ᠤᠨ ᠦᠵᠡᠮᠵᠢ ᠶᠢᠨ ᠣᠷᠣᠨ ᠤ ᠪᠦᠲᠦᠭᠡᠨ ᠪᠠᠶᠢᠭᠤᠯᠤᠯᠲᠠ ᠠᠩᠬ᠎ᠠ ᠠᠯᠬᠤᠮ ᠬᠡᠪᠴᠢᠶᠡᠵᠢᠵᠦ᠂ ︽ᠬᠥᠬᠡᠬᠤᠲᠠ ᠪᠤᠭᠤᠲᠤ ᠣᠷᠳᠣᠰ︾ ᠤᠨ ᠣᠷᠣᠨ ᠪᠦᠰᠡ ᠴᠢᠨᠠᠭᠰᠢᠯᠠᠪᠠᠯ ᠥᠪᠥᠷ ᠮᠣᠩᠭᠤᠯ ᠤᠨ ᠡᠷᠬᠢᠨ ᠲᠣᠭᠤᠷᠢᠨ ᠤ ᠭᠠᠵᠠᠷ ᠣᠷᠣᠨ ᠤ ᠬᠠᠮᠤᠭ ᠤᠨ ᠴᠢᠬᠤᠯᠠ ᠵᠢᠭᠤᠯᠴᠢᠯᠠᠯ ᠤᠨ ᠵᠣᠷᠢᠭᠰᠠᠨ ᠭᠠᠵᠠᠷ ᠪᠣᠯᠤᠭᠰᠠᠨ ᠪᠠᠶᠢᠨ᠎ᠠ᠃
 
ᠢᠷᠡᠯᠲᠡ᠄ ᠲᠥᠮᠡᠳ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号